ᠰᠤᠶᠤᠯ ᠤᠨ ᠪᠡᠶᠡᠲᠦ ᠪᠤᠰᠤ ᠥᠪ ᠦᠨ ᠲᠥᠯᠥᠭᠡᠯᠡᠯ ᠦᠨ ᠵᠢᠭᠰᠠᠭᠠᠯᠲᠠ ᠳᠤ ᠪᠦᠷᠢᠳᠬᠡᠭᠳᠡᠭᠰᠡᠨ 《ᠮᠣᠩᠭᠣᠯ ᠭᠡᠷ ᠦᠨ ᠤᠯᠠᠮᠵᠢᠯᠠᠯᠲᠤ ᠤᠷᠠᠯᠠᠯ᠂ ᠵᠠᠩ ᠦᠢᠯᠡ》 ᠥᠪ ᠢ ᠲᠦᠭᠡᠭᠡᠨ ᠳᠡᠯᠭᠡᠷᠡᠭᠦᠯᠬᠦ᠂ ᠥᠪᠯᠡᠭᠦᠯᠦᠨ ᠤᠯᠠᠮᠵᠢᠯᠠᠭᠤᠯᠬᠤ᠂ ᠣᠷᠣᠰᠢᠨ ᠲᠣᠭᠲᠠᠨᠢᠬᠤ ᠴᠢᠳᠠᠪᠬᠠ ᠶᠢ ᠪᠡᠬᠢᠵᠢᠭᠦᠯᠬᠦ ᠵᠣᠷᠢᠯᠭᠠ ᠪᠠᠷ ᠵᠣᠬᠢᠶᠠᠨ ᠪᠠᠶᠢᠭᠤᠯᠤᠭᠳᠠᠵᠤ ᠪᠤᠢ ᠮᠣᠩᠭᠣᠯ ᠭᠡᠷ ᠦᠵᠡᠰᠬᠦᠯᠡᠩ ᠥᠨᠥᠳᠥᠷ ᠰᠦᠬᠡᠪᠠᠭᠠᠲᠤᠷ ᠤᠨ ᠲᠠᠯᠠᠪᠠᠢ ᠳᠤ ᠨᠡᠭᠡᠭᠡᠯᠲᠡ ᠪᠡᠨ ᠬᠢᠯᠡ᠃ ᠲᠤᠰ ᠦᠵᠡᠰᠬᠦᠯᠡᠩ ᠳᠦ 21 ᠠᠶᠢᠮᠠᠭ ᠥᠪᠡᠷ ᠦᠨ ᠣᠷᠣᠨ ᠨᠤᠲᠤᠭ ᠤᠨ ᠣᠨᠴᠠᠯᠢᠭ᠂ ᠰᠢᠨᠵᠢ ᠶᠢ ᠠᠭᠤᠯᠠᠭᠰᠠᠨ ᠭᠡᠷ ᠦᠳ ᠢᠶᠡᠷ ᠣᠷᠣᠯᠴᠠᠵᠤ ᠪᠠᠶᠢᠭᠠ ᠪᠥᠭᠡᠳ ᠪᠤᠯᠠᠭᠠᠨ ᠠᠶᠢᠮᠠᠭ ᠤᠨ ᠰᠣᠶᠣᠯ ᠤᠨ ᠰᠠᠯᠪᠤᠷᠢ ᠶᠢᠨ ᠲᠥᠯᠦᠭᠡᠯᠡᠯ 《АЙРАГНЫ ӨРГӨӨ》 ᠭᠡᠷ ᠢᠶᠡᠷ ᠣᠷᠣᠯᠴᠠᠵᠤ ᠬᠡᠦᠬᠡᠳ ᠦᠨ ᠲᠥᠪ ᠨᠣᠮ ᠤᠨ ᠰᠠᠩ ᠲᠠᠢ ᠬᠠᠮᠲᠤᠷᠠᠨ 4 ᠲᠥᠷᠦᠯ ᠦᠨ ᠪᠣᠯᠪᠠᠰᠤᠷᠠᠯ ᠤᠨ ᠬᠥᠲᠦᠯᠪᠦᠷᠢ ᠬᠡᠷᠡᠭᠵᠢᠭᠦᠯᠵᠦ ᠪᠠᠶᠢᠨᠠ᠃